作词 : Uda/orlog
作曲 : Uda/orlog
编曲 : Uda/orlog
ᠬᠣᠷᠸ᠋ᠠ ᠶᠢᠷᠲᠢᠨᠴᠦ ᠶ᠋ᠢᠨ ᠭᠦᠨ ᠤᠬᠠᠭᠠᠨ ᠊ᠢ ᠰᠡᠳᠬᠢᠵᠦ ᠰᠠᠭᠤᠬᠤ ᠮᠢᠨᠦ ᠵᠢᠷᠭᠠᠯ
ᠣᠯᠳᠠᠭᠰᠠᠨ ᠡᠨᠡ ᠬᠢ ᠵᠠᠶᠠᠭᠠ ᠪᠠᠨ ᠬᠠᠶ᠋ᠢᠷᠠᠯᠠᠵᠤ ᠰᠠᠭᠤᠬᠤ ᠪᠠᠰᠠ ᠮᠢᠨᠦ ᠵᠢᠷᠭᠠᠯ
ᠰᠡᠳᠬᠢᠯ ᠦ᠋ᠨ ᠲᠡᠭᠷᠢᠳ᠋ᠦ᠍ ᠪᠠᠨ ᠳᠡᠭᠦᠯᠢᠨ ᠨᠢᠰᠦᠭᠡᠳ ᠯᠡ
ᠬᠥᠮᠦᠨ ᠪᠦᠬᠦᠨ ᠊ᠢ ᠢᠨᠢᠶᠡᠳᠦ ᠶ᠋ᠢ ᠬᠠᠷᠠᠡ ᠪᠠᠶᠠᠰᠤᠭᠠᠳ ᠯᠡ
ᠡᠩ ᠦ᠋ᠨ ᠵᠦᠢᠯᠡᠰ ᠠ᠋ᠴᠠ ᠪᠢ ᠵᠢᠷᠭᠠᠯ ᠮᠡᠳᠠᠷᠡᠭᠡᠳ ᠯᠡ
ᠵᠢᠷᠭᠠᠯ ᠪᠠᠷ ᠡᠭᠦᠳᠡ ᠪᠡᠨ ᠲᠣᠭᠰᠢᠭᠤᠯᠵᠤ
ᠵᠠᠷᠢᠮ ᠳ᠋ᠠᠭᠠᠨ ᠪᠡᠶᠡ ᠮᠢᠨᠢ ᠭᠠᠭᠴᠠᠭᠠᠷᠳᠠᠪᠠᠴᠤ
ᠰᠡᠳᠬᠢᠯ ᠶᠠᠷᠤᠨᠢ ᠭᠠᠭᠴᠠᠭᠠᠷᠳᠠᠬᠤ ᠦᠭᠡᠢ
ᠶᠠᠭᠠᠬᠢᠭᠠᠳ ᠬᠥᠭᠵᠢᠮ ᠠᠭᠤᠤ ᠪᠠᠶ᠋ᠢᠳᠠᠭ ᠊ᠢ ᠨᠠᠳᠠᠳᠤ ᠮᠡᠳᠡᠷᠡᠭᠦᠯᠦᠭᠰᠡᠨ
ᠵᠦᠭᠡᠷ ᠯᠡ ᠮᠥᠩᠭᠥ ᠪᠡᠨ ᠲᠣᠭᠠᠯᠠᠭᠠᠳ ᠯᠡ ᠠᠮᠢᠳᠤᠷᠠᠭᠠᠳ ᠭᠡᠰᠡᠨ ᠪᠣᠳᠣᠯ ᠣᠯᠠᠨ ᠴᠦ᠍
ᠶᠢᠷᠲᠢᠨᠴᠦ ᠶ᠋ᠢᠨ ᠪᠠᠰᠠ ᠨᠢᠭᠡ ᠥᠨᠴᠥᠭ ᠡᠴᠡ ᠨᠢ ᠬᠠᠷᠠᠬᠤ ᠴᠢᠬᠤᠯᠠ ᠲᠠᠢ ᠶᠤᠮ ᠰᠢᠬ ᠪᠠᠶ᠋ᠢᠨᠠ.
ᠮᠡᠳᠡᠯᠭᠡ ᠡᠴᠡ ᠭᠠᠳᠠᠨᠠ ᠮᠡᠳᠡᠷᠡᠮᠵᠢ ᠪᠠᠰᠠ ᠬᠡᠷᠡᠭᠰᠡᠭᠡᠳ ᠪᠠᠶ᠋ᠢᠳᠠᠭ ᠡᠨᠡ ᠠᠮᠢᠳᠤᠷᠠᠯ.
ᠬᠣᠭᠣᠯᠠᠢ ᠳ᠋ᠠᠭᠠᠨ ᠲᠠᠭᠠᠳᠬᠠᠯ ᠲᠥᠯᠥᠭᠡᠳ ᠪᠢ ᠬᠣᠷᠸ᠋ᠠ ᠶ᠋ᠢ ᠡᠨᠳᠡ ᠡᠴᠡ ᠳᠠᠭᠤᠯᠠᠵᠤ ᠭᠠᠷᠭᠠᠶᠠ
ᠬᠣᠷᠸ᠋ᠠ ᠶᠢᠷᠲᠢᠨᠴᠦ ᠶ᠋ᠢᠨ ᠭᠦᠨ ᠤᠬᠠᠭᠠᠨ ᠊ᠢ ᠰᠡᠳᠬᠢᠵᠦ ᠰᠠᠭᠤᠬᠤ ᠮᠢᠨᠦ ᠵᠢᠷᠭᠠᠯ.
ᠣᠯᠳᠠᠭᠰᠠᠨ ᠡᠨᠡ ᠬᠢ ᠵᠠᠶᠠᠭᠠ ᠪᠠᠨ ᠬᠠᠶ᠋ᠢᠷᠠᠯᠠᠵᠤ ᠰᠠᠭᠤᠬᠤ ᠪᠠᠰᠠ ᠮᠢᠨᠦ ᠵᠢᠷᠭᠠᠯ.
ᠠᠵᠠ ᠵᠢᠷᠭᠠᠯ ᠭᠡᠳᠡᠭ.
ᠺᠠᠯᠼ ᠤᠰᠤᠲᠥᠷᠥᠭᠴᠢ ᠰᠢᠭ᠌ ᠬᠠᠮᠢᠭᠠ ᠰᠠᠢ ᠦᠭᠡᠢ ᠯᠡ ᠪᠠᠶ᠋ᠢᠨᠠ.
ᠭᠡᠬᠦᠳ᠋ᠦ᠍ ᠪᠡᠨ ᠬᠠᠶ᠋ᠢᠷᠴᠠᠭᠯᠠᠭᠠᠳ ᠠᠪᠴᠤ ᠳᠡᠶ᠋ᠢᠯᠬᠦ ᠦᠭᠡᠢ ᠠᠭᠠᠷ ᠰᠢᠬ ᠯᠡ ᠪᠠᠶ᠋ᠢᠨᠠ.
ᠬᠠᠯᠠᠭᠤᠡ ᠳ᠋ᠤ ᠪᠠᠶ᠋ᠢᠰᠢᠩ ᠦ᠋ᠨ ᠮᠤᠬᠤᠷ ᠳᠤᠮᠳᠠᠬᠢ ᠰᠡᠭᠦᠳᠡᠷ ᠳ᠋ᠤᠨᠢ ᠪᠠᠶ᠋ᠢᠨᠠ
ᠡᠪᠦᠯ ᠣᠭᠣᠯᠢ ᠰᠢᠪᠠᠭᠤᠳ ᠰᠠᠭᠤᠵᠤ ᠪᠠᠶ᠋ᠢᠭᠠ ᠣᠢ ᠰᠢᠭᠤᠢ ᠳ᠋ᠤ ᠪᠠᠶ᠋ᠢᠨᠠ.
ᠪᠠᠭᠠ ᠳ᠋ᠤ ᠪᠠᠨ ᠴᠣ᠋ ᠰᠢᠨᠡ ᠪᠡᠷ ᠵᠠᠳᠠᠯᠵᠤ ᠪᠠᠶ᠋ᠢᠬᠰᠠᠨ ᠺᠠᠷᠠᠲ ᠳ᠋ᠤ ᠮᠢᠨᠢ ᠪᠠᠶ᠋ᠢᠨᠠ.
ᠬᠡᠦᠬᠡᠯᠳᠡᠢ ᠵᠦᠴᠦᠭᠡ ᠨᠢ ᠱᠤᠭᠤᠢ ᠳᠣᠲᠣᠷᠠᠬᠢ ᠨᠢᠭᠤᠴᠠ ᠵᠠᠬᠢᠶᠠᠨ ᠳ᠋ᠦ ᠪᠠᠶ᠋ᠢᠨᠠ
ᠨᠥᠬᠥᠳ ᠲᠡᠢ ᠪᠡᠨ ᠨᠡᠶ᠋ᠢᠯᠡᠭᠦᠯᠵᠦ ᠢᠳᠡᠭᠰᠡᠨ ᠬᠠᠭᠤᠷᠠᠢ ᠭᠣᠮᠢᠩ ᠨᠤᠭᠤᠳ ᠲᠤ ᠪᠠᠶ᠋ᠢᠨᠠ
ᠠᠮᠢᠳᠤᠷᠠᠯ ᠦ᠋ᠨ ᠥᠨᠴᠥᠭ ᠪᠤᠯᠤᠩ ᠡᠨᠳᠡ ᠲᠡᠨᠳᠡ ᠬᠠ ᠰᠠᠢ ᠦᠭᠡᠢ ᠯᠡ ᠪᠠᠶ᠋ᠢᠨᠠ.
ᠲᠡᠶ᠋ᠢᠮᠦ ᠡ ᠬᠠᠮᠢᠭᠠ ᠰᠠᠢ ᠦᠭᠡᠢ ᠯᠡ ᠪᠠᠶ᠋ᠢᠨᠠ
ᠮᠡᠳᠡᠭᠡᠵᠢ ᠳᠠᠭᠤᠰᠤᠭᠠ ᠦᠭᠡᠢ ᠪᠠᠶ᠋ᠢᠨᠠ.
ᠬᠤᠨ ᠰᠢᠪᠠᠭᠤ ᠨᠤᠭᠤᠳ ᠵᠢᠷᠭᠠᠯ ᠬᠠᠶ᠋ᠢᠵᠤ ᠳᠠᠭᠤᠤ ᠱᠤᠭᠤᠤ ᠯᠡ ᠶᠠᠪᠤᠨᠠ
ᠵᠠᠭᠤᠷᠳᠠ ᠵᠠᠮ ᠳ᠋ᠤ ᠫᠤᠤ ᠳᠤᠤᠭᠠᠷᠤᠭᠰᠠᠨ ᠴᠤ᠌ ᠣᠶ᠋ᠢᠰᠢᠶᠠᠭᠠ ᠦᠭᠡᠢ
ᠬᠤᠭᠤᠷᠠᠭᠰᠠᠨ ᠳᠠᠯᠠᠪᠴᠢ ᠪᠠᠨ ᠬᠤᠮᠢᠵᠤ ᠴᠠᠭᠠᠰᠢ ᠪᠠᠨ ᠭᠦᠶᠦᠨᠡ
ᠬᠥᠮᠦᠨ ᠰᠢᠭ᠌ ᠯᠡ ᠭᠦᠶᠦᠨᠡ, ᠪᠢᠳᠡ ᠶᠠᠭᠤ ᠴᠤ᠌ ᠥᠭᠡᠷᠡ ᠦᠭᠡᠢ.
ᠡᠳᠦᠷ ᠰᠥᠨᠢ ᠥᠬᠡᠢ ᠨᠢᠭᠡ ᠵᠦᠭ ᠲᠦ ᠯᠡ ᠭᠦᠶᠦᠨᠡ
ᠵᠦᠩ ᠲᠠᠪᠢᠯᠠᠩ ᠭᠡᠵᠦ ᠡᠵᠡᠮᠳᠡᠯ ᠦᠭᠡᠢ
ᠵᠢᠷᠭᠠᠯ ᠵᠣᠪᠠᠯᠠᠩ ᠲᠡᠩᠴᠡᠭᠦᠬᠡᠨ ᠯᠡ ᠪᠤᠢ
